365bet网上娱乐场_365双试投注是什么_365bet正网开户人民政府蒙古文网站 365bet网上娱乐场_365双试投注是什么_365bet正网开户

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

        ᠮᠣᠩᠭᠤᠯᠴᠤᠳ ᠤᠨ ᠦᠰᠦᠭ ᠪᠢᠴᠢᠭ ᠪᠠᠷ ᠬᠡᠪᠯᠡᠯ ᠤᠨ ᠤᠬᠠᠭᠠᠨ ᠤ ᠭᠠᠶᠢᠬᠠᠮᠰᠢᠭ
        ᠨᠡᠶᠢᠲᠡᠯᠡᠭᠰᠡᠨ ᠴᠠᠭ᠄
        2022/10/21
            ᠵᠣᠬᠢᠶᠠᠭᠴᠢ᠄ ᠰᠢᠶᠠᠩ ᠴᠦᠨ      ᠣᠶᠢᠷ᠎ᠠ ᠳᠤ᠂ ᠰᠣᠶᠣᠯ ᠪᠠ ᠵᠢᠭᠤᠯᠴᠢᠯᠠᠯ ᠤᠨ ᠶᠠᠮᠤᠨ ᠠᠴᠠ ᠵᠢᠷᠭᠤᠳᠤᠭᠠᠷ ᠪᠦᠯᠦᠭ ᠤᠨ ︽ᠤᠯᠤᠰ ᠤᠨ ᠬᠤᠪᠣᠷ ᠴᠤᠬᠠᠭ ᠰᠤᠷᠪᠤᠯᠵᠢ ᠪᠢᠴᠢᠭ ᠤᠨ ᠨᠡᠷᠡᠰ︾ ᠪᠣᠯᠣᠨ ︽ᠪᠦᠭᠦ ᠤᠯᠤᠰ ᠤᠨ ᠰᠤᠷᠪᠤᠯᠵᠢ ᠪᠢᠴᠢᠭ ᠢ ᠭᠤᠣᠯᠳᠠᠯᠭ᠎ᠠ ᠲᠠᠢ ᠬᠠᠮᠠᠭᠠᠯᠠᠬᠤ ᠨᠢᠭᠡᠴᠢ︾ ᠎ ᠶᠢᠨ ᠨᠡᠷᠡᠰ ᠢ ᠨᠡᠶᠢᠲᠡᠯᠡᠪᠡ᠃ ᠡᠭᠦᠨ ᠳᠤ᠂ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠨᠣᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ︽ᠡᠭᠡᠰᠢᠭ ᠦᠰᠦᠭ ᠬᠢᠭᠡᠳ ᠭᠡᠶᠢᠭᠦᠯᠦᠭᠴᠢ ᠦᠰᠦᠭ ᠤᠳ ᠣᠷᠣᠰᠢᠪᠠᠢ︾᠂ ︽ᠬᠤᠲᠤᠭᠲᠤ ᠸᠴᠢᠷ ᠢᠶᠠᠷ ᠣᠭᠲᠣᠯᠣᠭᠴᠢ ᠶᠡᠭᠡ ᠬᠥᠯᠭᠡᠨ ᠰᠤᠳᠤᠷ︾᠂ ︽ᠯᠠᠮ᠎ᠠ ᠶᠢᠨ ᠲᠠᠭᠢᠯ ᠤᠨ ᠵᠠᠩ ᠦᠢᠯᠡ ᠭᠡᠮᠡᠭᠦ ᠰᠤᠳᠤᠷ ᠣᠷᠣᠰᠢᠪᠠᠢ︾᠂ ︽ᠱᠦᠢ ᠬᠤ᠋ ᠵᠤᠸᠠᠨ ᠤ ᠪᠢᠴᠢᠭ︾᠂ ︽ᠲᠠᠩᠰᠤᠭ ᠯᠠᠮ᠎ᠠ ᠶᠢᠨ ᠲᠤᠭᠤᠵᠢ ᠶᠢᠨ ᠴᠠᠬᠯᠠᠬᠰᠠᠨ ᠲᠡᠭᠦᠪᠦᠷᠢ ᠪᠦᠬᠦᠢ ᠣᠷᠣᠰᠢᠪᠠᠢ︾᠂ ︽ᠬᠤᠨᠭ᠌ ᠯᠧᠦ ᠮᠧᠩ ᠪᠢᠴᠢᠭ︾ ᠵᠡᠷᠭᠡ 6 ᠮᠣᠩᠭᠤᠯ ᠰᠤᠷᠪᠤᠯᠵᠢ ᠪᠢᠴᠢᠭ ᠵᠢᠷᠭᠤᠳᠤᠭᠠᠷ ᠪᠦᠯᠦᠭ ᠤᠨ ︽ᠤᠯᠤᠰ ᠤᠨ ᠬᠤᠪᠣᠷ ᠴᠤᠬᠠᠭ ᠰᠤᠷᠪᠤᠯᠵᠢ ᠪᠢᠴᠢᠭ ᠤᠨ ᠨᠡᠷᠡᠰ︾ ᠎ ᠲᠤ ᠵᠢᠭᠰᠠᠭᠠᠭᠳᠠᠭᠰᠠᠨ ᠪᠠᠶᠢᠨ᠎ᠠ᠃
        6373103342811545022436309.jpg
             ︽ᠡᠭᠡᠰᠢᠭ ᠦᠰᠦᠭ ᠬᠢᠭᠡᠳ ᠭᠡᠶᠢᠭᠦᠯᠦᠭᠴᠢ ᠦᠰᠦᠭ ᠤᠳ ᠣᠷᠣᠰᠢᠪᠠᠢ︾ ᠪᠣᠯ ᠴᠢᠩ ᠤᠯᠤᠰ ᠤᠨ ᠦᠶ᠎ᠡ ᠶᠢᠨ ᠪᠡᠭᠡᠵᠢᠩ ᠤᠨ ᠮᠣᠳᠣᠨ ᠪᠠᠷ ᠤᠨ ᠬᠡᠪᠯᠡᠯ ᠪᠠᠶᠢᠵᠤ᠂ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠨᠣᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ᠴᠤᠷ ᠤᠨ ᠭᠠᠭᠴᠠ ᠪᠦᠷᠢᠨ ᠪᠦᠲᠦᠨ ᠪᠠᠷ ᠬᠡᠪᠯᠡᠯ ᠪᠣᠯᠣᠨ᠎ᠠ᠃     ᠲᠤᠰ ᠨᠣᠮ ᠪᠣᠯ 16 ᠳ᠋ᠤᠭᠠᠷ ᠵᠠᠭᠤᠨ ᠤ ᠠᠯᠳᠠᠨ ᠬᠠᠨ ᠤ ᠦᠶ᠎ᠡ ᠳᠤ ᠪᠤᠷᠬᠠᠨ ᠱᠠᠰᠢᠨ ᠤ ᠬᠤᠶᠠᠷ ᠲᠤᠯᠭᠤᠷ ᠪᠢᠴᠢᠭ ︽ᠭᠠᠨᠵᠤᠤᠷ︾᠂ ︽ᠳ᠋ᠠᠨᠵᠤᠤᠷ︾ ᠎ ᠢ ᠣᠷᠴᠢᠭᠤᠯᠤᠨ ᠬᠡᠪᠯᠡᠭᠦᠯᠬᠦ ᠳᠤ ᠵᠣᠷᠢᠭᠤᠯᠤᠭᠰᠠᠨ ᠰᠠᠨᠰᠺᠠᠷᠢᠲ᠂ ᠲᠥᠪᠡᠳ ᠪᠣᠯᠣᠨ ᠮᠣᠩᠭᠤᠯ ᠭᠤᠷᠪᠠᠨ ᠦᠰᠦᠭ ᠢᠶᠠᠷ ᠬᠠᠷᠭᠤᠭᠤᠯᠤᠨ ᠵᠣᠬᠢᠶᠠᠭᠰᠠᠨ ᠲᠣᠯᠢ ᠪᠢᠴᠢᠭ ᠪᠤᠶᠤ ᠴᠢᠬᠤᠯᠠ ᠪᠠᠭᠠᠵᠢ ᠬᠡᠷᠡᠭᠯᠡᠭᠦᠷ ᠤᠨ ᠨᠣᠮ ᠪᠣᠯᠣᠨ᠎ᠠ᠂ ᠲᠤᠬᠠᠶᠢᠯᠠᠪᠠᠯ᠂ ᠮᠣᠩᠭᠤᠯ ᠬᠡᠯᠡᠨ ᠳᠤ ᠪᠠᠶᠢᠳᠠᠭ ᠦᠭᠡᠢ ᠰᠠᠨᠰᠺᠠᠷᠢᠲ ᠪᠣᠯᠣᠨ ᠲᠥᠪᠡᠳ ᠬᠡᠯᠡᠨ ᠤ ᠡᠭᠡᠰᠢᠭ ᠭᠡᠶᠢᠭᠦᠯᠦᠭᠴᠢ ᠶᠢ ᠭᠠᠯᠢᠭᠯᠠᠵᠤ ᠪᠢᠴᠢᠭᠰᠡᠨ ᠭᠠᠯᠢᠭ ᠦᠰᠦᠭ ᠤᠨ ᠬᠦᠰᠦᠨᠦᠭᠲᠦ ᠪᠣᠯᠣᠨ᠎ᠠ᠃ ᠭᠤᠮᠪᠣᠵᠠᠪ ᠭᠡᠰᠡᠨ ᠬᠥᠮᠥᠨ ᠵᠣᠬᠢᠶᠠᠭᠰᠠᠨ ᠪᠠᠶᠢᠨ᠎ᠠ ᠭᠡᠵᠦ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠰᠤᠳᠤᠯᠤᠭᠴᠢ ᠰᠠᠩᠴᠢ᠂ ᠫᠷᠤᠹᠧᠰᠰᠤᠷ ᠳᠡᠯᠭᠡᠷ ᠰᠤᠷᠪᠤᠯᠵᠢᠯᠠᠬᠴᠢ ᠳᠤ ᠲᠠᠨᠢᠯᠴᠠᠭᠤᠯᠤᠯ᠎ᠠ᠃
        6373103353994495389438626.jpg
              ᠮᠣᠩᠭᠤᠯᠴᠤᠳ ᠲᠡᠦᠬᠡᠨ ᠳᠡᠭᠡᠷ᠎ᠡ ᠤᠯᠠᠨ ᠵᠦᠢᠯ ᠤᠨ ᠦᠰᠦᠭ ᠪᠢᠴᠢᠭ ᠵᠣᠬᠢᠶᠠᠵᠤ ᠬᠡᠷᠡᠭᠯᠡᠵᠦ ᠪᠠᠶᠢᠭᠰᠠᠨ ᠲᠡᠦᠬᠡ ᠲᠠᠢ᠃ ᠮᠣᠩᠭᠤᠯᠴᠤᠳ ᠤᠨ ᠬᠡᠷᠡᠭᠯᠡᠵᠦ ᠥᠩᠭᠡᠷᠡᠭᠰᠡᠨ ᠪᠤᠶᠤ ᠤᠳᠤ ᠪᠤᠯᠳᠠᠯ᠎ᠠ ᠬᠡᠷᠡᠭᠯᠡᠭᠳᠡᠭᠰᠡᠭᠡᠷ ᠪᠠᠶᠢᠭ᠎ᠠ ᠤᠶᠢᠭᠤᠷᠵᠢᠨ ᠮᠣᠩᠭᠤᠯ ᠦᠰᠦᠭ᠂ ᠳᠥᠷᠪᠡᠯᠵᠢᠨ ᠦᠰᠦᠭ᠂ ᠰᠤᠶᠤᠩᠪᠤ ᠦᠰᠦᠭ᠂ ᠸᠠᠭᠢᠨᠳᠠᠷ᠎ᠠ ᠦᠰᠦᠭ᠂ ᠲᠣᠳᠣ ᠦᠰᠦᠭ ᠵᠡᠷᠭᠡ ᠡᠯ᠎ᠡ ᠵᠦᠢᠯ ᠤᠨ ᠦᠰᠦᠭ ᠪᠢᠴᠢᠭ ᠨᠢ ᠲᠤᠬᠠᠢ ᠶᠢᠨ ᠦᠶ᠎ᠡ ᠶᠢᠨ ᠮᠣᠩᠭᠤᠯ ᠦᠨᠳᠦᠰᠦᠲᠡᠨ ᠤ ᠨᠡᠶᠢᠭᠡᠮ ᠠᠬᠤᠢ ᠰᠣᠶᠣᠯ ᠠᠮᠢᠳᠤᠷᠠᠯ ᠢ ᠦᠨᠡᠨ ᠪᠣᠳᠠᠲᠠᠢ ᠲᠡᠮᠳᠡᠭᠯᠡᠵᠦ ᠮᠠᠨ ᠤ ᠦᠶ᠎ᠡ ᠳᠤ ᠭᠦᠷᠳᠡᠯ᠎ᠡ ᠤᠯᠠᠮᠵᠢᠯᠠᠭᠳᠠᠵᠤ ᠢᠷᠡᠵᠡᠢ᠃ ᠲᠥᠪᠡᠳ᠂ ᠰᠠᠨᠰᠺᠠᠷᠢᠲ᠂ ᠮᠣᠩᠭᠤᠯ ᠭᠤᠷᠪᠠᠨ ᠵᠦᠢᠯ ᠤᠨ ᠦᠰᠦᠭ ᠬᠠᠪᠰᠤᠷᠭᠠᠭᠰᠠᠨ ︽ᠡᠭᠡᠰᠢᠭ ᠦᠰᠦᠭ ᠬᠢᠭᠡᠳ ᠭᠡᠶᠢᠭᠦᠯᠦᠭᠴᠢ ᠦᠰᠦᠭ ᠤᠳ ᠣᠷᠣᠰᠢᠪᠠᠢ︾ ᠭᠡᠬᠦ ᠲᠣᠯᠢ ᠪᠢᠴᠢᠭ ᠪᠣᠯ ᠮᠥᠨ ᠴᠦ ᠮᠣᠩᠭᠤᠯᠴᠤᠳ ᠤᠨ ᠦᠰᠦᠭ ᠪᠢᠴᠢᠭ᠂ ᠲᠣᠯᠢ ᠪᠢᠴᠢᠭ ᠤᠨ ᠬᠥᠭᠵᠢᠯᠲᠡ ᠶᠢᠨ ᠲᠡᠦᠬᠡ ᠶᠢᠨ ᠦᠨᠡᠨ ᠮᠠᠭᠠᠳ ᠭᠡᠷᠡᠴᠢ ᠲᠡᠮᠳᠡᠭ ᠪᠤᠯᠬᠤ ᠶᠤᠮ᠂ ᠮᠥᠨ ᠴᠦ ᠮᠣᠩᠭᠤᠯ ᠦᠨᠳᠦᠰᠦᠲᠡᠨ ᠪᠠ ᠪᠤᠰᠤᠳ ᠦᠨᠳᠦᠰᠦᠲᠡᠨ ᠤ ᠰᠣᠶᠣᠯ ᠤᠨ ᠬᠠᠷᠢᠯᠴᠠᠭᠠᠨ ᠤ ᠲᠡᠦᠬᠡᠨ ᠲᠡᠮᠳᠡᠭᠯᠡᠯ ᠪᠠᠶᠢᠵᠤ᠂ ᠮᠠᠰᠢ ᠶᠡᠭᠡ ᠲᠡᠦᠬᠡ ᠰᠣᠶᠣᠯ ᠤᠨ ᠰᠤᠳᠤᠯᠭᠠᠨ ᠤ ᠦᠨ᠎ᠡ ᠦᠷᠳᠡᠭ ᠪᠢᠯᠡ᠃    ︽ᠬᠤᠲᠤᠭᠲᠤ ᠸᠴᠢᠷ ᠢᠶᠠᠷ ᠣᠭᠲᠣᠯᠣᠭᠴᠢ ᠶᠡᠭᠡ ᠬᠥᠯᠭᠡᠨ ᠰᠤᠳᠤᠷ︾ ᠪᠣᠯ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠨᠣᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ᠬᠠᠮᠤᠭ ᠤᠨ ᠡᠷᠲᠡᠨ ᠤ ᠰᠤᠳᠤᠷ ᠪᠣᠯᠣᠨ᠎ᠠ᠂ ᠮᠥᠨ ᠴᠤ ᠪᠦᠭᠦ ᠤᠯᠤᠰ ᠲᠤ ᠴᠥᠭᠡᠨ ᠲᠣᠭᠠᠯᠠᠭᠳᠠᠬᠤ ᠠᠯᠳᠠᠨ ᠪᠢᠴᠢᠮᠡᠯ ᠤᠨ ᠸᠴᠢᠷ ᠢᠶᠠᠷ ᠣᠭᠲᠣᠯᠣᠭᠴᠢ ᠰᠤᠳᠤᠷ ᠪᠠᠶᠢᠵᠤ᠂ ᠠᠭᠤᠯᠭ᠎ᠠ ᠪᠦᠷᠢᠨ᠂ ᠪᠦᠲᠦᠨ ᠢᠶᠠᠷ ᠬᠠᠳᠠᠭᠠᠯᠠᠭᠳᠠᠭᠰᠠᠨ ᠮᠣᠩᠭᠤᠯ ᠤᠨ ᠶᠢᠰᠦᠨ ᠡᠷᠳᠡᠨᠢ ᠶᠢᠨ ᠨᠣᠮ ᠪᠤᠯᠬᠤ ᠶᠤᠮ᠃
        6373103356352554747135147.jpg
               ᠲᠤᠰ ᠰᠤᠳᠤᠷ ᠪᠣᠯ ᠪᠤᠷᠬᠠᠨ ᠱᠠᠰᠢᠨ ᠤ ᠲᠤᠯᠭᠤᠷ ᠪᠢᠴᠢᠭ ᠤᠨ ᠨᠢᠭᠡ ︽ᠭᠠᠨᠵᠤᠤᠷ︾ ᠎ ᠤᠨ ᠴᠢᠬᠤᠯᠠ ᠬᠡᠰᠡᠭ ᠪᠣᠯᠣᠨ᠎ᠠ᠃ ᠣᠨᠴᠠᠯᠠᠨ ᠳᠤᠷᠠᠳᠤᠭᠤᠰᠢᠲᠠᠢ ᠨᠢ᠂ ᠲᠤᠰ ᠰᠤᠳᠤᠷ ᠢ ᠠᠯᠳᠠᠨ ᠪᠢᠴᠢᠮᠡᠯ ᠢᠶᠠᠷ ᠪᠢᠴᠢᠭᠰᠡᠨ ᠨᠢ ᠮᠣᠩᠭᠤᠯᠴᠤᠳ ᠤᠨ ᠴᠠᠭᠠᠰᠤ ᠬᠢᠬᠦ ᠤᠨᠴᠠᠭᠠᠢ ᠮᠡᠷᠭᠡᠵᠢᠯ ᠤᠨ ᠬᠠᠷᠠᠭᠤᠯᠤᠯ ᠪᠤᠶᠤ ᠨᠣᠮ ᠰᠤᠳᠤᠷ ᠢ ᠠᠯᠳᠠ ᠠᠴᠠ ᠢᠯᠡᠭᠦᠦ ᠡᠷᠭᠢᠮᠯᠡᠭᠦ ᠦᠵᠡᠯ ᠰᠠᠨᠠᠭ᠎ᠠ ᠶᠢᠨ ᠭᠡᠷᠡᠴᠢ ᠪᠣᠯᠣᠨ᠎ᠠ᠃ ᠮᠣᠩᠭᠤᠯᠴᠤᠳ ᠮᠣᠩᠭᠤᠯ ᠲᠥᠪᠡᠳ ᠡᠮ ᠢ ᠨᠠᠶᠢᠷᠠᠭᠤᠯᠤᠨ ᠨᠣᠮ ᠰᠤᠳᠤᠷ ᠲᠠᠭᠠᠨ ᠰᠢᠩᠭᠡᠬᠡᠨ ᠬᠤᠷᠣᠬᠠᠢ ᠰᠢᠪᠠᠵᠢ ᠠᠴᠠ ᠰᠡᠷᠭᠡᠶᠢᠯᠡᠵᠦ᠂ ᠠᠮᠢᠳᠡᠨ ᠤ ᠲᠣᠰᠣ᠂ ᠥᠭᠡᠬᠦᠨ ᠤ ᠵᠦᠢᠯ ᠢ ᠬᠡᠷᠡᠭᠯᠡᠨ ᠴᠢᠭᠢᠭ ᠨᠣᠶᠢᠲᠠᠨ ᠠᠴᠠ ᠬᠠᠮᠠᠭᠠᠯᠠᠵᠤ᠂ ᠨᠣᠮ ᠰᠤᠳᠤᠷ ᠢ ᠬᠠᠮᠠᠭᠠᠯᠠᠬᠤ ᠬᠠᠳᠠᠭᠠᠯᠠᠬᠤ ᠳᠤ ᠶᠡᠬᠡᠬᠡᠨ ᠤᠶᠤᠨ ᠤᠬᠠᠭᠠᠨ ᠰᠢᠪᠬᠠᠵᠤ ᠪᠠᠶᠢᠭᠰᠠᠨ ᠰᠠᠨᠵᠠᠢ᠃ ᠣᠨᠴᠠᠭᠠᠶᠢᠯᠠᠨ᠂ ᠠᠯᠳᠠᠨ ᠪᠢᠴᠢᠮᠡᠯ ᠤᠨ ᠨᠣᠮ ᠢ ᠪᠣᠯ ᠤᠨᠴᠠᠭᠠᠢ ᠠᠭᠤᠷᠬᠠᠢ ᠶᠢᠨ ᠡᠷᠦᠳᠡᠰᠦ ᠶᠢ ᠨᠠᠶᠢᠷᠠᠨ᠂ ᠭᠦᠨ ᠬᠠᠷ᠎ᠠ ᠪᠤᠶᠤ ᠬᠠᠷ᠎ᠠ ᠬᠥᠬᠡ ᠥᠩᠭᠡ ᠲᠠᠢ ᠤᠨᠴᠠᠭᠠᠢ ᠴᠠᠭᠠᠰᠤᠨ ᠳᠡᠭᠡᠷ᠎ᠡ ᠪᠢᠴᠢᠳᠡᠭ ᠪᠠᠶᠢᠵᠤ᠂ ᠦᠰᠦᠭ ᠢᠶᠠᠨ ᠪᠢᠴᠢᠭᠦ ᠠᠴᠠ ᠡᠮᠦᠨ᠎ᠡ ᠪᠠ ᠪᠢᠴᠢᠭᠰᠡᠨ ᠤ ᠲᠠᠷᠠᠭ᠎ᠠ ᠬᠤᠶᠠᠷ ᠤᠳᠠᠭ᠎ᠠ ᠥᠩᠭᠡᠯᠡᠳᠡᠭ᠃ ᠢᠩᠭᠢᠵᠦ ᠪᠦᠲᠦᠭᠡᠭᠰᠡᠨ ᠨᠣᠮ ᠰᠤᠳᠤᠷ ᠬᠡᠳᠦᠨ ᠵᠠᠭᠤᠨ ᠵᠢᠯ ᠢᠶᠠᠷ ᠰᠦᠢᠳᠴᠦ ᠡᠪᠳᠡᠷᠡᠳᠡᠭ ᠦᠭᠡᠢ ᠭᠡᠳᠡᠭ᠃ ᠲᠡᠭᠡᠭᠦ ᠪᠠᠷ᠂ ᠲᠤᠰ ᠰᠤᠳᠤᠷ ᠪᠣᠯ ᠠᠭᠤᠯᠭ᠎ᠠ ᠠᠴᠠ ᠪᠠᠨ ᠭᠠᠳᠠᠨ᠎ᠠ᠂ ᠮᠣᠩᠭᠤᠯᠴᠤᠳ ᠤᠨ ᠴᠠᠭᠠᠰᠤ ᠬᠢᠬᠦ ᠪᠠ ᠪᠠᠷ ᠬᠡᠪᠯᠡᠯ ᠤᠨ ᠲᠡᠦᠬᠡ ᠶᠢ ᠬᠠᠷᠠᠭᠤᠯᠬᠤ ᠪᠠᠷ ᠦᠯᠦ ᠪᠠᠷᠠᠨ᠂ ᠮᠣᠩᠭᠤᠯᠴᠤᠳ ᠤᠨ ᠨᠣᠮ ᠰᠤᠳᠤᠷ ᠢ ᠡᠷᠬᠢᠮᠯᠡᠵᠦ ᠪᠦᠲᠦᠭᠡᠬᠦ᠂ ᠬᠠᠳᠠᠭᠠᠯᠠᠵᠤ ᠬᠠᠮᠠᠭᠠᠯᠠᠬᠤ ᠳᠡᠭᠡᠳᠦ ᠤᠬᠠᠮᠰᠠᠷ᠂ ᠶᠣᠰᠣ ᠤᠯᠠᠮᠵᠢᠯᠠᠯ ᠢ ᠬᠠᠷᠠᠭᠤᠯᠵᠤ ᠪᠠᠶᠢᠭ᠎ᠠ ᠶᠤᠮ᠃      ︽ᠯᠠᠮ᠎ᠠ ᠶᠢᠨ ᠲᠠᠭᠢᠯ ᠤᠨ ᠵᠠᠩ ᠦᠢᠯᠡ ᠣᠷᠣᠰᠢᠪᠠᠢ︾ ᠪᠣᠯ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠨᠣᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ᠪᠦᠭᠦ ᠤᠯᠤᠰ ᠤᠨ ᠴᠤᠷ ᠤᠨ ᠭᠠᠭᠴᠠ ᠬᠡᠪᠯᠡᠯ ᠪᠣᠯᠣᠨ᠎ᠠ᠃ ᠲᠡᠷᠡ ᠨᠢ ᠴᠢᠩ ᠤᠯᠤᠰ ᠤᠨ ᠦᠶ᠎ᠡ ᠳᠤ᠂ ᠳᠥᠷᠪᠡᠳᠦᠭᠡᠷ ᠳᠦᠷᠢ ᠶᠢᠨ ᠪᠠᠨᠴᠢᠨ ᠡᠷᠳᠡᠨᠢ ᠶᠢᠨ ᠵᠣᠬᠢᠶᠠᠭᠰᠠᠨ ᠦᠰᠦᠨ ᠪᠢᠷ ᠤᠨ ᠪᠢᠴᠢᠮᠡᠯ ᠤᠨ ᠰᠤᠳᠤᠷ ᠪᠠᠶᠢᠭ᠎ᠠ ᠶᠤᠮ᠃     ᠳᠡᠯᠭᠡᠷ ᠫᠷᠤᠹᠧᠰᠰᠤᠷ ᠤᠨ ᠲᠠᠨᠢᠯᠴᠠᠭᠤᠯᠬᠤ ᠪᠠᠷ᠂ ᠲᠤᠰ ᠰᠤᠳᠤᠷ ᠪᠣᠯ ᠰᠢᠩᠬᠤ ᠪᠠ ᠪᠡᠭᠡ ᠪᠠᠷ ᠠᠯᠠᠭᠯᠠᠵᠤ ᠪᠢᠴᠢᠭᠰᠡᠨ ᠦᠰᠦᠨ ᠪᠢᠷ ᠤᠨ ᠥᠩᠭᠡᠲᠡᠢ ᠬᠡᠪᠯᠡᠯ ᠪᠣᠯᠣᠨ᠎ᠠ᠃ ᠬᠠᠷ᠎ᠠ ᠪᠠ ᠤᠯᠠᠭᠠᠨ ᠥᠩᠭᠡ ᠪᠠᠷ ᠠᠯᠠᠭᠯᠠᠵᠤ ᠪᠢᠴᠢᠭᠰᠡᠨ ᠨᠢ ᠵᠠᠰᠠᠯ ᠴᠢᠮᠡᠭᠯᠡᠯ ᠪᠠ ᠠᠭᠤᠯᠭ᠎ᠠ ᠶᠢ ᠲᠤᠪᠤᠶᠢᠯᠭᠠᠬᠤ ᠦᠢᠯᠡᠳᠦᠯ ᠲᠠᠢ᠃ ᠲᠤᠰ ᠰᠤᠳᠤᠷ ᠨᠢ ᠠᠭᠤᠯᠭ᠎ᠠ᠂ ᠬᠡᠯᠡ ᠰᠣᠶᠣᠯ᠂ ᠪᠠᠷ ᠬᠡᠪᠯᠡᠯ ᠤᠨ ᠬᠤᠪᠢ ᠳᠤ ᠪᠦᠷ ᠴᠢᠬᠤᠯᠠ ᠠᠴᠢ ᠬᠤᠯᠪᠣᠭᠳᠠᠯ ᠲᠠᠢ ᠪᠠᠶᠢᠳᠠᠭ᠃     ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠨᠣᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ︽ᠱᠦᠢ ᠬᠤ᠋ ᠶᠢᠨ ᠨᠠᠮᠲᠠᠷ︾ ᠎ ᠢ ᠲᠤᠰᠬᠠᠢ ᠮᠡᠷᠭᠡᠵᠢᠯᠲᠡᠳ ᠠᠴᠠ ᠴᠢᠩ ᠤᠯᠤᠰ ᠤᠨ ᠦᠶ᠎ᠡ ᠶᠢᠨ ᠮᠠᠨᠵᠤ ᠮᠣᠩᠭᠤᠯ ᠴᠠᠭᠠᠨ ᠲᠣᠯᠣᠭᠠᠢ ᠪᠠᠷ ᠪᠢᠴᠢᠭᠰᠡᠨ ᠦᠰᠦᠨ ᠪᠢᠷ ᠤᠨ ᠬᠠᠭᠤᠯᠤᠮᠠᠯ ᠳᠡᠪᠲᠡᠷ ᠪᠠᠶᠢᠵᠤ᠂ ᠪᠧᠨᠰᠡᠨ ᠦᠯᠢᠭᠡᠷ ᠤᠨ ᠭᠡᠯᠪᠡᠷᠢ ᠪᠠᠷ ᠤᠯᠠᠮᠵᠢᠯᠠᠭᠳᠠᠵᠤ ᠢᠷᠡᠭᠰᠡᠨ ᠭᠡᠵᠦ ᠪᠤᠢ᠃    ︽ᠲᠠᠩᠰᠤᠭ ᠯᠠᠮ᠎ᠠ ᠶᠢᠨ ᠲᠤᠭᠤᠵᠢ ᠶᠢᠨ ᠴᠠᠬᠯᠠᠬᠰᠠᠨ ᠲᠡᠭᠦᠪᠦᠷᠢ ᠪᠦᠬᠦᠢ ᠣᠷᠣᠰᠢᠪᠠᠢ︾ ᠪᠣᠯ ᠳᠡᠯᠡᠬᠡᠢ ᠳᠡᠭᠡᠷ᠎ᠡ ᠣᠯᠳᠠᠭᠠᠳ ᠪᠠᠶᠢᠭ᠎ᠠ ᠴᠤᠷ ᠤᠨ ᠭᠠᠭᠴᠠ ᠬᠡᠪᠯᠡᠯ ᠪᠣᠯᠣᠨ᠎ᠠ᠃
        6373103361040522904314571.jpg
                 ᠲᠤᠰ ᠰᠤᠳᠤᠷ ᠢ ᠯᠤᠪᠰᠠᠩᠵᠤᠩᠷᠠᠢ ᠭᠡᠰᠡᠨ ᠬᠥᠮᠥᠨ ᠣᠷᠴᠢᠭᠤᠯᠵᠠᠢ᠃ ᠲᠣᠳᠣ ᠦᠰᠦᠭ ᠤᠨ ᠭᠠᠷ ᠪᠢᠴᠢᠮᠡᠯ ᠪᠥᠭᠡᠳ ᠵᠢᠭᠢᠷᠢᠭ ᠵᠢᠷᠤᠭ ᠳᠠᠭᠠᠯᠳᠤᠭᠤᠯᠤᠭᠰᠠᠨ ᠪᠠᠶᠢᠳᠠᠭ᠃ ᠲᠡᠷᠡ ᠨᠢ ᠲᠣᠳᠣ ᠦᠰᠦᠭ ᠪᠤᠶᠤ ᠣᠶᠢᠷᠠᠳ ᠠᠶᠠᠯᠭᠤ ᠪᠠᠷ ᠪᠢᠴᠢᠭᠰᠡᠨ ︽ᠪᠠᠷᠠᠭᠤᠨᠰᠢ ᠵᠣᠷᠴᠢᠭᠰᠠᠨ ᠦᠯᠢᠭᠡᠷ︾ ᠎ ᠤᠨ ᠳᠡᠯᠡᠬᠡᠢ ᠳᠡᠭᠡᠷᠡᠬᠢ ᠴᠤᠷ ᠤᠨ ᠭᠠᠭᠴᠠ ᠬᠡᠪᠯᠡᠯ ᠪᠠᠶᠢᠵᠤ᠂ ᠮᠠᠨ ᠤ ᠨᠣᠮ ᠤᠨ ᠰᠠᠩ ᠳᠤ ᠪᠦᠷᠢᠨ ᠪᠦᠲᠦᠨ ᠢᠶᠠᠷ ᠬᠠᠳᠠᠭᠠᠯᠠᠭᠳᠠᠵᠤ ᠪᠠᠶᠢᠨ᠎ᠠ᠃ ᠲᠡᠷᠡ ᠨᠢ ᠬᠢᠲᠠᠳ ᠮᠣᠩᠭᠤᠯ ᠦᠨᠳᠦᠰᠦᠲᠡᠨ ᠤ ᠬᠡᠯᠡ ᠰᠣᠶᠣᠯ ᠤᠨ ᠰᠣᠯᠢᠯᠴᠠᠭ᠎ᠠ ᠮᠠᠰᠢ ᠭᠦᠨᠵᠡᠭᠡᠢ ᠪᠠᠶᠢᠭᠰᠠᠨ ᠲᠡᠦᠬᠡᠨ ᠪᠠᠷᠢᠮᠲᠠ ᠪᠤᠯᠬᠤ ᠪᠥᠭᠡᠳ ᠣᠶᠢᠷᠠᠳ ᠮᠣᠩᠭᠤᠯ ᠤᠨ ᠬᠡᠯᠡ ᠶᠠᠷᠢᠶ᠎ᠠ᠂ ᠬᠡᠯᠡᠨ ᠵᠦᠢ᠂ ᠲᠣᠳᠣ ᠦᠰᠦᠭ ᠤᠨ ᠪᠢᠴᠢᠯᠭᠡ ᠶᠢ ᠰᠤᠳᠤᠯᠵᠤ ᠰᠢᠨᠵᠢᠯᠡᠬᠦ ᠳᠤ ᠴᠢᠬᠤᠯᠠ ᠠᠴᠢ ᠬᠤᠯᠪᠣᠭᠳᠠᠯ ᠲᠠᠢ ᠨᠣᠮ ᠪᠣᠯᠣᠨ᠎ᠠ᠃ ᠰᠣᠨᠢᠷᠬᠠᠯᠲᠠᠢ ᠨᠢ᠂ ᠭᠠᠷ ᠢᠶᠠᠷ ᠵᠢᠷᠤᠭᠰᠠᠨ ᠵᠢᠭᠢᠷᠢᠭ ᠵᠢᠷᠤᠭ ᠲᠠᠬᠢ ᠡᠳ᠋ᠯᠡᠯ ᠬᠡᠷᠡᠭᠰᠡᠯ᠂ ᠤᠨᠤᠭ᠎ᠠ ᠬᠥᠰᠬᠡ ᠵᠢᠴᠢ ᠤᠳᠤᠬ ᠵᠢᠩᠰᠡ᠂ ᠮᠠᠯᠠᠭᠠᠢ ᠵᠠᠰᠠᠯ ᠨᠢ ᠴᠢᠩ ᠤᠯᠤᠰ ᠤᠨ ᠦᠶ᠎ᠡ ᠶᠢᠨ ᠣᠨᠴᠠᠯᠢᠭ ᠲᠠᠢ᠃ ᠠᠯᠢ ᠦᠶ᠎ᠡ ᠳᠤ ᠶᠠᠮᠠᠷ ᠡᠬᠢ ᠠᠴᠠ ᠣᠷᠴᠢᠭᠤᠯᠤᠭᠰᠠᠨ ᠪᠤᠶᠤ ᠬᠥᠷᠪᠡᠭᠦᠯᠦᠭᠰᠡᠨ ᠭᠡᠳᠡᠭ ᠢ ᠴᠢᠨᠠᠭᠰᠢᠳᠠ ᠰᠤᠳᠤᠯᠬᠤ ᠴᠢᠬᠤᠯᠠᠲᠠᠢ ᠭᠡᠵᠦ ᠳᠡᠯᠭᠡᠷ ᠫᠷᠤᠹᠧᠰᠰᠤᠷ ᠰᠤᠷᠪᠤᠯᠵᠢᠯᠠᠬᠴᠢ ᠳᠤ ᠶᠠᠷᠢᠵᠤ ᠪᠠᠶᠢᠯ᠎ᠠ᠃      ︽ᠬᠤᠨᠭ᠌ ᠯᠧᠦ ᠮᠧᠩ ᠪᠢᠴᠢᠭ︾ ᠪᠣᠯ ᠮᠡᠳᠡᠭᠡᠵᠢ ᠼᠤᠦ ᠰᠢᠤᠸᠠᠢ ᠴᠢᠨ ᠤ ︽ᠤᠯᠠᠭᠠᠨ ᠠᠰᠠᠷ ᠤᠨ ᠵᠡᠭᠦᠳᠦ︾ ᠎ ᠶᠢᠨ ᠣᠷᠴᠢᠭᠤᠯᠭ᠎ᠠ ᠪᠣᠯᠣᠨ᠎ᠠ᠃ ᠲᠤᠰᠬᠠᠢ ᠮᠡᠷᠭᠡᠵᠢᠯᠲᠡᠳ ᠠᠴᠠ ᠲᠤᠰ ᠭᠠᠷ ᠬᠠᠭᠤᠯᠤᠮᠠᠯ ᠢ ᠬᠠᠰᠪᠤ ᠶᠢᠨ ᠣᠷᠴᠢᠭᠤᠯᠤᠭᠰᠠᠨ ᠤᠤᠯ ᠡᠬᠢ ᠮᠥᠨ ᠬᠡᠮᠡᠨ ᠮᠠᠭᠠᠳᠯᠠᠵᠤ ᠪᠠᠶᠢᠨ᠎ᠠ᠃
        6373103364000218978734721.jpg
               ᠼᠤᠦ ᠰᠢᠤᠸᠠᠢ ᠴᠢᠨ ᠤ 120 ᠪᠦᠯᠦᠭ ᠲᠠᠢ ︽ᠤᠯᠠᠭᠠᠨ ᠠᠰᠠᠷ ᠤᠨ ᠵᠡᠭᠦᠳᠦ︾ ᠷᠣᠮᠠᠨ ᠢ 40 ᠪᠦᠯᠦᠭ ᠪᠣᠯᠭᠠᠨ ᠲᠣᠪᠴᠢᠯᠠᠵᠤ ᠣᠷᠴᠢᠭᠤᠯᠬᠤ ᠠᠵᠢᠯ ᠢ ᠡᠩ ᠤᠨ ᠬᠥᠮᠥᠨ ᠬᠢᠵᠦ ᠴᠢᠳᠠᠰᠢ ᠦᠭᠡᠢ᠃ ᠡᠨᠡ ᠠᠵᠢᠯ ᠢ ᠬᠢᠬᠦ ᠬᠥᠮᠥᠨ ᠡᠷᠬᠡᠪᠰᠢ ᠡᠷᠲᠡᠨ ᠤ ᠬᠢᠲᠠᠳ ᠬᠡᠯᠡ᠂ ᠤᠷᠠᠨ ᠵᠣᠬᠢᠶᠠᠯ ᠪᠣᠯᠣᠨ ᠲᠡᠦᠬᠡ ᠰᠣᠶᠣᠯ ᠳᠤ ᠨᠡᠪᠲᠡᠷᠬᠡᠢ ᠪᠠᠶᠢᠬᠤ ᠬᠡᠷᠡᠭᠲᠡᠢ᠃ ᠲᠡᠷᠡ ᠮᠥᠷᠲᠡᠭᠡᠨ ᠲᠣᠪᠴᠢᠯᠠᠵᠤ ᠣᠷᠴᠢᠭᠤᠯᠤᠭᠰᠠᠨ ᠴᠤ ᠤᠤᠯ ᠷᠣᠮᠠᠨ ᠤ ᠦᠯᠢᠭᠡᠷ᠂ ᠦᠢᠯᠡ ᠶᠠᠪᠤᠳᠠᠯ᠂ ᠬᠥᠮᠥᠨ ᠤ ᠳᠦᠷᠢ ᠨᠢ ᠨᠢᠭᠡ ᠴᠤ ᠬᠠᠰᠤᠭᠳᠠᠭᠰᠠᠨ ᠦᠭᠡᠢ ᠪᠠᠶᠢᠵᠤ᠂ ᠣᠶᠢᠷ᠎ᠠ ᠦᠶ᠎ᠡ ᠶᠢᠨ ᠮᠣᠩᠭᠤᠯ ᠬᠡᠯᠡᠨ ᠤ ᠣᠷᠴᠢᠭᠤᠯᠭ᠎ᠠ ᠶᠢᠨ ᠤᠷᠠᠨ ᠵᠣᠬᠢᠶᠠᠯ ᠤᠨ ᠲᠡᠦᠬᠡᠨ ᠳᠤ ᠬᠥᠰᠢᠭᠡ ᠳᠤᠷᠠᠰᠬᠠᠯ ᠤᠨ ᠪᠠᠶᠢᠷᠢ ᠰᠠᠭᠤᠷᠢ ᠲᠠᠢ ᠪᠦᠲᠦᠭᠡᠯ ᠪᠣᠯᠣᠨ᠎ᠠ᠃ ᠵᠢᠴᠢ ᠪᠦᠯᠦᠭ ᠪᠦᠷᠢ ᠶᠢᠨ ᠠᠷᠤ ᠳᠤ ᠴᠣᠬᠤᠯᠠᠪᠤᠷᠢ ᠬᠠᠲᠠᠭᠰᠠᠨ ᠨᠢ ᠮᠠᠰᠢ ᠭᠠᠶᠢᠬᠠᠯᠲᠠᠢ᠂ ᠲᠡᠷᠡ ᠨᠢ ᠤᠳᠦ ᠦᠶ᠎ᠡ ᠶᠢᠨ ᠤᠳᠬ᠎ᠠ ᠵᠣᠬᠢᠶᠠᠯ ᠤᠨ ᠤᠨᠤᠯ ᠤᠨ ᠰᠢᠭᠦᠮᠵᠢ ᠶᠢᠨ ᠬᠢᠷᠢ ᠲᠦᠪᠰᠢᠨ ᠠᠴᠠ ᠴᠤ ᠥᠨᠳᠥᠷ᠃ ᠲᠡᠭᠡᠭᠦᠯᠡᠷ ᠤᠷᠠᠨ ᠵᠣᠬᠢᠶᠠᠯ ᠤᠨ ᠰᠢᠭᠦᠮᠵᠢ ᠶᠢᠨ ᠠᠷᠭ᠎ᠠ ᠶᠢ ᠶᠠᠭᠠᠬᠢᠵᠤ ᠰᠤᠷᠤᠬᠰᠠᠨ᠂ ᠠᠷᠭ᠎ᠠ ᠤᠨᠤᠯ ᠨᠢ ᠬᠠᠮᠢᠭ᠎ᠠ ᠠᠴᠠ ᠢᠷᠡᠯᠲᠡᠢ᠂ ᠬᠡᠷᠬᠢᠨ ᠡᠶᠢᠮᠦᠷᠬᠦᠦ ᠬᠢᠷᠢ ᠲᠦᠪᠰᠢᠨ ᠳᠤ ᠬᠦᠷᠴᠦ ᠴᠢᠳᠠᠭᠰᠠᠨ ᠡᠰᠡᠬᠦ ᠶᠢ ᠪᠦᠷ ᠰᠤᠳᠤᠯᠬᠤ ᠴᠢᠬᠤᠯᠠᠲᠠᠢ ᠭᠡᠵᠦ ᠳᠡᠯᠭᠡᠷ ᠫᠷᠤᠹᠧᠰᠰᠤᠷ ᠶᠠᠷᠢᠵᠤ ᠪᠠᠶᠢᠪᠠ᠃    ᠣᠳᠣᠬᠠᠨ ᠳᠤ᠂ ᠤᠯᠤᠰ ᠤᠨ ᠳᠣᠲᠣᠭᠠᠳᠤ ᠪᠤᠶᠤ ᠳᠡᠯᠡᠬᠡᠢ ᠶᠢᠨ ︽ᠤᠯᠠᠭᠠᠨ ᠠᠰᠠᠷ ᠤᠨ ᠵᠡᠭᠦᠳᠦ︾ ᠎ ᠶᠢᠨ ᠰᠤᠳᠤᠯᠤᠯ ᠳᠤ ᠬᠠᠰᠪᠤ ᠶᠢᠨ ᠣᠷᠴᠢᠭᠤᠯᠭ᠎ᠠ ᠪᠠ ᠤᠷᠠᠨ ᠵᠣᠬᠢᠶᠠᠯ ᠤᠨ ᠰᠢᠭᠦᠮᠵᠢ ᠮᠠᠰᠢ ᠥᠨᠳᠥᠷ ᠪᠠᠶᠢᠷᠢ ᠶᠢ ᠡᠵᠡᠯᠡᠵᠦ᠂ ᠶᠠᠪᠤᠬᠤ ᠲᠤᠳᠤᠮ ᠳᠡᠯᠡᠬᠡᠢ ᠨᠡᠶᠢᠳᠡ ᠶᠢᠨ ᠠᠩᠬᠠᠷᠤᠯ ᠢ ᠲᠠᠲᠠᠵᠤ ᠪᠠᠶᠢᠨ᠎ᠠ᠃
            6373103366649583203644738.jpg
           2019 ᠣᠨ ᠤ 7 ᠰᠠᠷ᠎ᠠ ᠶᠢᠨ 16 ᠎ ᠤ ᠡᠳᠦᠷ᠂ ᠶᠡᠷᠦᠩᠬᠡᠢ ᠱᠦᠵᠢ ᠰᠢ ᠶᠢᠨ ᠫᠢᠩ ᠥᠪᠥᠷ ᠮᠣᠩᠭᠤᠯ ᠤᠨ ᠶᠡᠭᠡ ᠰᠤᠷᠭᠠᠭᠤᠯᠢ ᠳᠤ ᠰᠢᠨᠵᠢᠯᠡᠨ ᠪᠠᠶᠢᠴᠠᠭᠠᠬᠤ ᠳᠠᠭᠠᠨ᠂ ᠮᠣᠩᠭᠤᠯ ᠬᠡᠯᠡᠨ ᠤ ᠡᠷᠲᠡᠨ ᠤ ᠨᠣᠮ ᠪᠢᠴᠢᠭ ᠢ ᠴᠤᠭᠯᠠᠭᠤᠯᠬᠤ᠂ ᠡᠮᠬᠢᠳᠬᠡᠬᠦ ᠪᠠ ᠬᠠᠮᠠᠭᠠᠯᠠᠬᠤ ᠶᠢ ᠴᠢᠩᠭᠠᠳᠬᠠᠵᠤ᠂ ᠲᠡᠳᠡᠭᠡᠷ ᠲᠤ ᠠᠭᠤᠯᠤᠭᠳᠠᠵᠤ ᠪᠠᠶᠢᠭ᠎ᠠ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠦᠵᠡᠯ ᠰᠠᠨᠠᠭᠠᠨ ᠤ ᠠᠭᠤᠯᠤᠭᠳᠠᠬᠤᠨ ᠢ ᠠᠭᠤᠳᠠᠯᠤᠨ ᠪᠠᠳᠠᠷᠠᠭᠤᠯᠵᠤ᠂ ᠦᠨᠳᠦᠰᠦᠲᠡᠨ ᠨᠦᠭᠦᠳ ᠤᠨ ᠠᠷᠠᠳ ᠲᠦᠮᠡᠨ ᠤ ᠬᠠᠮᠲᠤ ᠪᠠᠷ ᠪᠦᠯᠬᠦᠮᠳᠡᠨ ᠲᠡᠮᠡᠴᠡᠵᠦ᠂ ᠬᠠᠮᠲᠤ ᠪᠠᠷ ᠴᠡᠴᠡᠭᠯᠡᠨ ᠭᠦᠭᠵᠢᠭᠦ ᠶᠢ ᠵᠣᠷᠢᠭᠵᠢᠭᠤᠯᠬᠤ ᠬᠡᠷᠡᠭᠲᠡᠢ ᠭᠡᠵᠦ ᠴᠢᠬᠤᠯᠠᠴᠢᠯᠠᠭᠰᠠᠨ ᠪᠠᠶᠢᠳᠠᠭ᠃ ᠮᠣᠩᠭᠤᠯ ᠤᠨ ᠡᠷᠲᠡᠨ ᠤ ᠰᠤᠷᠪᠤᠯᠵᠢ ᠪᠢᠴᠢᠭ ᠢ ᠡᠮᠬᠢᠳᠬᠡᠨ ᠴᠤᠭᠯᠠᠭᠤᠯᠵᠤ᠂ ᠬᠠᠳᠠᠭᠠᠯᠠᠨ ᠬᠠᠮᠠᠭᠠᠯᠠᠵᠤ᠂ ᠤᠯᠠᠮ ᠴᠢᠨᠠᠭᠰᠢᠳᠠ ᠰᠤᠳᠤᠯᠤᠨ ᠰᠢᠨᠵᠢᠯᠡᠬᠦ ᠨᠢ ᠦᠨᠳᠦᠰᠦᠲᠡᠨ ᠤ ᠬᠡᠯᠡ ᠰᠣᠶᠣᠯ ᠤᠨ ᠤᠯᠠᠮᠵᠢᠯᠠᠯ ᠬᠠᠮᠠᠭᠠᠯᠠᠯᠲᠠ ᠵᠢᠴᠢ ᠦᠨᠳᠦᠰᠦᠲᠡᠨ ᠤ ᠪᠦᠯᠬᠦᠮᠳᠡᠯ ᠲᠠᠪᠰᠢᠯᠳᠡ ᠳᠤ ᠴᠢᠬᠤᠯᠠ ᠠᠴᠢ ᠬᠤᠯᠪᠣᠭᠳᠠᠯ ᠲᠠᠢ ᠠᠵᠢ᠃
           6373103381818854168031684.jpg
         
        ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ